| 1 |
ᠡᠷᠲᠡ ᠤᠷᠢᠳᠠ ᠺᠠᠪᠠᠯᠢᠺ ᠪᠠᠯᠭᠠᠰᠤᠨ ᠳᠤᠷ ᠪᠢᠷᠠᠮᠠᠨ ᠤ ᠬᠠᠮᠤᠭ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠰᠠᠢᠨ ᠲᠥᠷᠥᠯ ᠲᠦ ᠬᠡᠮᠡᠬᠦ |
| 2 |
ᠨᠢᠭᠡᠨ ᠪᠢᠷᠠᠮᠠᠨ ᠪᠦᠯᠦᠭᠡ᠃ ᠲᠡᠷᠡ ᠪᠢᠷᠠᠮᠠᠨ ᠳᠤᠷ ᠰᠡᠳᠬᠢᠯ ᠳᠤᠷ ᠲᠠᠭᠠᠯᠠᠬᠤ ᠨᠡᠷᠡᠲᠦ ᠨᠢᠭᠡᠨ ᠬᠠᠲᠤᠭᠲᠠᠢ ᠪᠦᠯᠦᠭᠡ᠃ ᠲᠡᠷᠡ ᠬᠣᠶᠠᠷ |
| 3 |
ᠠᠴᠠ ᠨᠢᠭᠡᠨ ᠬᠥᠪᠡᠭᠦᠨ ᠲᠥᠷᠥᠵᠦᠬᠦᠢ᠃ ᠲᠡᠷᠡ ᠬᠥᠪᠡᠭᠦᠨ ᠢᠨᠤ ᠦᠴᠦᠭᠦᠬᠡᠨ ᠡᠴᠡ ᠭᠡᠭᠡᠨ ᠣᠶᠤᠲᠤ ᠶᠡᠬᠡᠰ ᠦᠨ ᠶᠠᠪᠤᠳᠠᠯ ᠢᠶᠠᠷ ᠶᠠᠪᠤᠭᠴᠢ |
| 4 |
ᠨᠢᠭᠡᠨ ᠪᠣᠯᠪᠠᠢ᠃ ᠲᠡᠨᠳᠡ ᠡᠬᠡ ᠢᠨᠤ ᠠᠶᠠ ᠡᠨᠡ ᠬᠥᠪᠡᠭᠦᠨ ᠲᠥᠷᠥᠭᠡᠳ ᠰᠠᠴᠠ ᠶᠡᠬᠡᠰ ᠦᠨ ᠶᠠᠪᠤᠳᠠᠯ ᠢᠶᠠᠷ ᠶᠠᠪᠤᠭᠴᠢ ᠭᠡᠭᠡᠨ ᠣᠶᠤᠲᠤ |
| 5 |
ᠪᠦᠬᠦ ᠶᠢᠨ ᠲᠤᠯᠠ᠃ ᠮᠠᠭᠠᠳ ᠨᠢᠭᠡᠨ ᠵᠠᠶᠠᠭ᠋ᠠ ᠲᠤ ᠪᠤᠢ ᠵᠠ ᠬᠡᠮᠡᠵᠦ᠃ ᠭᠡᠢᠭᠰᠡᠨ ᠬᠡᠮᠡᠨ ᠨᠡᠷᠡ ᠥᠭᠭᠦᠭᠡᠳ᠃ ᠠᠢ ᠡᠨᠡ ᠬᠥᠪᠡᠭᠦᠨ |
| 6 |
ᠳ᠋ᠦᠷ ᠬᠠᠮᠤᠭ ᠤᠬᠠᠭᠠᠨ ᠤ ᠵᠦᠢᠯ ᠢ ᠰᠤᠷᠭᠠᠰᠤᠭᠠᠢ ᠬᠡᠮᠡᠵᠦ ᠪᠦᠷᠦᠨ᠃ ᠡᠴᠢᠭᠡ ᠡᠬᠡ ᠬᠣᠶᠠᠷ ᠪᠡᠷ ᠰᠤᠷᠭᠠᠭᠰᠠᠨ ᠳᠤᠷ᠃ ᠳᠥᠷᠪᠡᠯ |
| 7 |
ᠦᠭᠡᠢ ᠮᠡᠳᠡᠬᠦᠢ ᠨᠢᠭᠡᠨ ᠪᠣᠯᠪᠠᠢ᠃ ᠲᠡᠷᠡ ᠬᠥᠪᠡᠭᠦᠨ ᠢᠨᠤ ᠳᠣᠯᠣᠭᠠᠨ ᠵᠢᠯ ᠪᠣᠯᠤᠭᠰᠠᠨ ᠳᠤᠷ᠃ ᠪᠢᠷᠠᠮᠠᠨ ᠤ ᠤᠬᠠᠭᠠᠨ ᠤ ᠵᠦᠢᠯ ᠳᠦᠷ |
| 8 |
ᠮᠡᠷᠭᠡᠨ ᠪᠣᠯᠤᠭᠰᠠᠨ ᠡᠷᠳᠡᠮ ᠦᠳ ᠢᠨᠤ ᠬᠠᠮᠤᠭ ᠪᠦᠭᠦᠳᠡᠭᠡᠷ ᠲᠦᠷ ᠰᠣᠨᠣᠰᠲᠠᠭᠰᠠᠨ᠋ᠠ᠃ ᠲᠡᠷᠡ ᠴᠠᠭ ᠲᠤᠷ ᠺᠠᠪᠠᠯᠢᠺ ᠪᠠᠯᠭᠠᠰᠤᠨ ᠳᠠᠬᠢᠨ ᠤᠬᠠᠭᠠᠨ ᠤ |
| 9 |
ᠵᠦᠢᠯ ᠳᠦᠷ ᠮᠡᠷᠭᠡᠨ ᠪᠣᠯᠤᠭᠰᠠᠨ ᠬᠠᠮᠤᠭ ᠪᠢᠷᠠᠮᠠᠨ ᠴᠢᠭᠤᠯᠵᠤ ᠤᠬᠠᠭᠠᠨ ᠤ ᠵᠦᠢᠯ ᠳᠦᠷ ᠲᠡᠮᠡᠴᠡᠭᠰᠡᠨ ᠳᠦᠷ᠃ ᠪᠢᠷᠠᠮᠠᠨ ᠤ ᠭᠡᠢᠭᠰᠡᠨ ᠬᠥᠪᠡᠭᠦᠨ |
| 10 |
ᠮᠠᠱᠢ ᠶᠡᠬᠡ ᠦᠯᠡᠮᠵᠢ ᠪᠣᠯᠤᠭᠰᠠᠨ ᠳᠤᠷ᠃ ᠲᠡᠳᠡᠭᠡᠷ ᠪᠢᠷᠠᠮᠠᠨ ᠥᠭᠦᠯᠡᠷ ᠦᠨ᠃ ᠠᠢ ᠬᠥᠪᠡᠭᠦᠨ ᠠ᠋ ᠨᠠᠰᠤᠨ ᠴᠢᠨᠤ ᠡᠢᠮᠦ ᠵᠠᠯᠠᠭᠤ |
| 11 |
ᠪᠥᠭᠡᠲᠡᠯᠡ᠃ ᠤᠬᠠᠭᠠᠨ ᠤ ᠵᠦᠢᠯ ᠳᠦᠷ ᠡᠨᠡ ᠮᠡᠲᠦ ᠮᠡᠷᠭᠡᠨ ᠪᠣᠯᠤᠭᠰᠠᠨ ᠬᠡᠷ ᠪᠤᠶᠤ ᠬᠡᠮᠡᠨ ᠠᠰᠠᠭᠪᠠᠰᠤ᠃ ᠬᠥᠪᠡᠭᠦᠨ ᠥᠭᠦᠯᠡᠷ ᠦᠨ᠃ |
| 12 |
ᠲᠣᠭᠣᠯᠤᠭᠰᠠᠨ ᠪᠤᠷᠬᠠᠨ ᠪᠡᠷ ᠪᠠᠭᠱᠢ ᠮᠢᠨᠤ ᠪᠤᠢ᠃ ᠪᠣᠭᠳᠠᠰ ᠤᠨ ᠨᠣᠮ ᠪᠡᠷ ᠢᠪᠡᠭᠡᠭᠴᠢ ᠮᠢᠨᠤ ᠪᠤᠢ᠃ ᠪᠤᠷᠰᠠᠩ ᠬᠤᠸᠠᠷᠠᠭ ᠤᠳ ᠪᠡᠷ |
| 13 |
ᠤᠳᠤᠷᠢᠳᠳᠤᠭᠴᠢ ᠮᠢᠨᠤ ᠪᠤᠢ᠃ ᠭᠤᠷᠪᠠᠨ ᠡᠷᠳᠡᠨᠢᠰ ᠦᠨ ᠠᠳᠢᠰᠲᠢᠳ ᠬᠢᠭᠰᠡᠨ ᠦ ᠬᠦᠴᠦ ᠪᠡᠷ ᠦᠢᠯᠡ ᠦᠷᠡᠰ ᠲᠦᠷ ᠦᠨᠡᠮᠱᠢᠭᠰᠡᠨ ᠦ ᠲᠤᠯᠠ᠃ |
| 14 |
ᠰᠡᠱᠢᠭ ᠦᠭᠡᠢ ᠡᠷᠲᠡ ᠱᠢᠯᠲᠠᠭᠠᠨ ᠤ ᠬᠥᠷᠥᠩᠭᠡ ᠰᠠᠴᠤᠭᠰᠠᠨ ᠳᠤᠷ᠃ ᠦᠷᠡ ᠦᠯᠦ ᠬᠣᠮᠰᠠᠳᠬᠤ ᠪᠤᠶᠠᠨ ᠢ ᠬᠢᠴᠢᠶᠡᠭᠰᠡᠨ ᠪᠤᠢ᠃ ᠨᠠᠰᠤᠨ |
| 15 |
ᠮᠢᠨᠤ ᠵᠠᠯᠠᠭᠤ ᠪᠣᠯᠪᠠᠰᠤ᠃ ᠤᠬᠠᠭᠠᠨ ᠤ ᠵᠦᠢᠯ ᠳᠦᠷ ᠮᠡᠷᠭᠡᠨ ᠪᠣᠯᠤᠭᠰᠠᠨ ᠤ ᠤᠴᠢᠷ ᠲᠡᠢᠮᠦ ᠪᠤᠢ ᠅ ᠅ |